收藏 分销(赏)

人教小学数学三年级商未有0.docx

上传人:仙人****88 文档编号:6547289 上传时间:2024-12-12 格式:DOCX 页数:4 大小:21.05KB 下载积分:10 金币
下载 相关 举报
人教小学数学三年级商未有0.docx_第1页
第1页 / 共4页
人教小学数学三年级商未有0.docx_第2页
第2页 / 共4页


点击查看更多>>
资源描述
ᠵᠢᠭᠠᠬᠤ ᠴᠠᠭ ᠄ ᠵᠢᠭᠠᠬᠤ ᠭᠠᠷᠴᠠᠭ ᠄ᠨᠤᠭᠳᠠᠪᠤᠷᠢ ᠶᠢᠨ ᠰᠡᠭᠦᠯ ᠦᠨ ᠤᠷᠤᠨ ᠨᠢ 0 ᠪᠤᠯᠬᠤ ᠬᠤᠪᠢᠶᠠᠬᠤ ᠦᠢᠯᠡᠳᠦᠯ ᠵᠢᠭᠠᠬᠤ ᠠᠭᠤᠯᠭ᠎ᠠ᠄ ᠨᠤᠭᠳᠠᠪᠤᠷᠢ ᠶᠢᠨ ᠰᠡᠭᠦᠯ ᠦᠨ ᠤᠷᠤᠨ ᠨᠢ 0 ᠪᠤᠯᠬᠤ ᠬᠤᠪᠢᠶᠠᠬᠤ ᠦᠢᠯᠡᠳᠦᠯ ᠵᠢᠭᠠᠨ ᠰᠤᠷᠭᠠᠬᠤ ︵ ᠲᠦ᠋ᠷᠢ ᠪᠦᠳ᠋ᠦᠬᠦ ︶ ᠬᠠᠷᠠᠯᠳ᠋ᠠ ᠄ ᠨᠢᠭᠡ ᠂ ᠰᠤᠷᠤᠭᠴᠢᠳ ᠤᠨ ᠨᠢᠭᠡ ᠤᠷᠤᠨᠳᠦ ᠲᠤᠭ᠎ᠠ ᠪᠠᠷ ᠭᠤᠷᠪᠠᠨ ᠤᠷᠤᠨᠳᠦ ᠲᠤᠭ᠎ᠠ ᠶᠢ ᠬᠤᠪᠢᠶᠠᠬᠤ ᠦᠢᠯᠡᠳᠦᠯ ᠢ ᠴᠢᠩᠭ᠎ᠠ ᠡᠵᠡᠮᠰᠢᠭᠰᠡᠨ ᠰᠠᠭᠤᠷᠢᠨ ᠲᠡᠭᠡᠷ᠎ᠡ ᠨᠤᠭᠳᠠᠪᠤᠷᠢ ᠶᠢᠨ ᠰᠡᠭᠦᠯ ᠦᠨ ᠤᠷᠤᠨ ᠨᠢ ᠲᠡᠭ ᠪᠤᠯᠬᠤ ᠬᠤᠪᠢᠶᠠᠬᠤ ᠦᠢᠯᠡᠳᠦᠯ ᠢ ᠵᠦᠪ ᠤᠨᠤᠪᠴᠢᠳᠠᠢ ᠪᠤᠳᠤᠵᠤ ᠴᠢᠳᠠᠬᠤ ᠪᠤᠯᠭᠠᠨ᠎ᠠ᠃ ᠬᠤᠶᠠᠷ᠂ ᠰᠤᠷᠤᠯᠴᠠᠬᠤ ᠪᠠᠷ ᠲᠠᠮᠵᠢᠨ ᠪᠢᠷ  ᠢᠶᠡᠷ ᠪᠤᠳᠤᠬᠤ ᠰᠢᠨ᠎ᠡ ᠴᠢᠳᠠᠪᠤᠷᠢ ᠶᠢ ᠪᠤᠢ ᠪᠤᠯᠭᠠᠨ᠎ᠠ᠃ ᠭᠤᠷᠪᠠ ᠂ ᠰᠤᠷᠤᠭᠴᠢᠳ ᠤᠨ ᠲᠤᠭᠠᠨ ᠤ ᠤᠬᠠᠭᠠᠨ ᠰᠤᠷᠬᠤ ᠲᠤᠷ᠎ᠠ ᠪᠠᠬ᠎ᠠ ᠲᠠᠢ ᠪᠤᠯᠭᠠᠬᠤ᠃ ᠵᠢᠭᠠᠨ ᠰᠤᠷᠭᠠᠬᠤ ᠠᠭᠤᠯᠭ᠎᠎ᠠ ᠶᠢᠨ ᠵᠠᠳ᠋ᠠᠯᠤᠯᠳ᠋ᠠ ᠄ ᠰᠤᠷᠤᠭᠴᠢ  ᠶᠢᠨ ᠤᠤᠯ ᠲᠦ᠋ᠷᠢ ᠶᠢ ᠲᠤᠳ᠋ᠤᠯᠠᠬᠤ ᠄ ᠲᠦ᠋ᠷᠢ ᠪᠦᠳ᠋ᠦᠬᠦ ᠶᠠᠪᠤᠴᠠ ᠳᠤ ᠬᠦᠴᠢᠷᠳ᠋ᠡᠬᠦ ᠭᠤᠭᠴᠤᠭ᠎᠎ᠠ ᠄ ᠵᠢᠭᠠᠨ ᠰᠤᠷᠭᠠᠬᠤ ᠭᠤᠤᠯᠳᠠᠯᠭ᠎ᠠ᠄ ᠬᠤᠪᠢᠶᠠᠭᠳᠠᠭᠴᠢ ᠶᠢᠨ ᠶᠠᠮᠠᠷ ᠨᠢᠭᠡᠨ ᠤᠷᠤᠨ ᠨᠢ ᠬᠤᠪᠢᠶᠠᠵᠤ ᠬᠦᠷᠬᠦ ᠦᠭᠡᠢ ᠦᠶᠡᠰ ᠨᠤᠭᠳᠠᠪᠤᠷᠢ  ᠨᠢ 0 ᠪᠤᠯᠬᠤ ᠤᠭ ᠶᠤᠰᠤ᠃ ᠵᠢᠭᠠᠨ ᠰᠤᠷᠭᠠᠬᠤ ᠬᠦᠴᠢᠷᠳᠡᠯᠭᠡ᠄ ᠬᠤᠪᠢᠶᠠᠭᠳᠠᠭᠴᠢ ᠶᠢᠨ ᠶᠠᠮᠠᠷ ᠨᠢᠭᠡᠨ ᠤᠷᠤᠨ ᠨᠢ ᠬᠤᠪᠢᠶᠠᠵᠤ ᠬᠦᠷᠬᠦ ᠦᠭᠡᠢ ᠦᠶᠡᠰ ᠨᠤᠭᠳᠠᠪᠤᠷᠢ  ᠨᠢ 0 ᠪᠤᠯᠬᠤ ᠤᠭ ᠶᠤᠰᠤ᠃ ᠲᠦ᠋ᠷᠢ ᠪᠦᠳ᠋ᠦᠬᠡᠬᠦ ᠳᠤ ᠬᠡᠷᠡᠭᠯᠡᠬᠦ ᠡᠬᠢ ᠰᠤᠷᠪᠤᠯᠵᠢ ᠄᠄ ᠴᠡᠭᠡᠵᠢ ᠪᠤᠳᠤᠯᠭ᠎ᠠ ᠶᠢᠨ ᠺᠠᠷᠲ᠂ ᠵᠠᠭᠤᠴᠢᠯᠠᠭᠤᠷ ᠺᠤᠤᠷᠰᠧᠠᠢᠷ᠂ ᠦᠵᠡᠭᠦᠯᠬᠦ ᠪᠠᠭᠠᠵᠢ᠃ ᠵᠢᠭᠠᠨ ᠰᠤᠷᠭᠠᠬᠤ ᠠᠷᠭ᠎ᠠ᠄ ᠰᠡᠩᠬᠡᠷᠡᠭᠦᠯᠦᠨ ᠲᠠᠢᠯᠪᠤᠷᠢᠯᠠᠬᠤ ᠠᠷᠭ᠎ᠠ᠂ ᠦᠵᠡᠭᠦᠯᠦᠨ ᠲᠠᠨᠢᠭᠤᠯᠬᠤ ᠠᠷᠭ᠎ᠠ᠂ ᠶᠠᠷᠢᠯᠴᠠᠬᠤ ᠠᠷᠭ᠎ᠠ᠂ ᠰᠦᠪᠡᠭᠴᠢᠯᠡᠨ ᠰᠤᠷᠤᠯᠴᠠᠭᠤᠯᠬᠤ ᠠᠷᠭ᠎ᠠ᠂ ᠦᠪᠡᠷᠳᠡᠭᠡᠨ ᠤᠷᠤᠯᠳᠤᠵᠤ ᠬᠢᠬᠦ ᠠᠷᠭ᠎ᠠ᠃ ᠲᠦ᠋ᠷᠢ ᠪᠦᠳ᠋ᠦᠬᠡᠬᠦ ᠶᠠᠪᠤᠴᠠ᠄ ᠨᠢᠭᠡ ᠂ ᠰᠤᠷᠤᠯᠴᠠᠯᠭ᠎ᠠ ᠡᠴᠡ ᠡᠮᠦᠨᠡᠬᠢ ᠪᠡᠯᠡᠳᠬᠡᠯ᠄ 1. ᠭᠤᠷᠪᠠᠨ ᠮᠢᠨ᠋ᠦ᠋ᠲ ᠬᠡᠷᠡᠭᠯᠡᠨ ᠺᠠᠷᠲ ᠢ ᠠᠰᠢᠭᠯᠠᠨ ᠰᠡᠳᠦᠪ ᠪᠤᠳᠤᠭᠤᠯᠤᠨ᠎ᠠ᠃ 2.ᠲᠤᠰᠬᠠᠯ ᠳᠠᠬᠢ ᠰᠡᠳᠦᠪ ᠢ         ᠰᠤᠷᠤᠭᠴᠢ ᠪᠠᠷ ᠪᠤᠳᠤᠭᠤᠯᠵᠤ ᠬᠠᠮᠳᠦ ᠪᠡᠷ ᠵᠠᠯᠠᠷᠠᠭᠤᠯᠤᠨ᠎ᠠ᠃ ᠬᠤᠶᠠᠷ᠂ ᠰᠢᠨ᠎ᠡ ᠠᠭᠤᠯᠭ᠎ᠠ ᠳ᠋ᠤ ᠬᠦᠳᠦᠯᠦᠨ ᠤᠷᠤᠭᠤᠯᠤᠨ᠎ᠠ᠄ ① ᠭᠠᠷᠴᠠᠭ ᠢ ᠰᠠᠮᠪᠠᠷᠠᠯᠠᠵᠤ ᠰᠤᠷᠬᠤ ᠠᠭᠤᠯᠭ᠎ᠠ ᠶᠢ ᠲᠤᠰᠢᠶᠠᠨ᠎ᠠ᠃ ② ᠵᠢᠱᠢᠶ᠎ᠡ 7 ᠶᠢ ᠰᠤᠷᠤᠯᠴᠠᠨ᠎ᠠ ᠭᠤᠤᠯ ᠰᠡᠳᠦᠪᠳᠦ ᠵᠢᠷᠤᠭ ᠡᠴᠠ ᠶᠠᠮᠠᠷ ᠲᠤᠭᠠᠨ ᠤ ᠤᠬᠠᠭᠠᠨ ᠤ ᠮᠡᠳᠡᠭᠡ ᠵᠠᠩᠭᠢ  ᠶᠢ ᠮᠡᠳᠡᠭᠰᠡᠨ ᠢ ᠶᠠᠷᠢᠯᠴᠠᠨ᠎ᠠ᠃ ᠪᠢᠳᠡ ᠲᠡᠷᠢᠭᠦᠨ ᠳ᠋ᠦ ᠠᠰᠠᠭᠤᠳᠠᠯ ᠢ ᠰᠢᠢᠳᠪᠦᠷᠢᠯᠡᠶ᠎ᠠ᠄ ① ᠰᠡᠳᠦᠪ ᠦᠨ ᠤᠳᠬ᠎ᠠ ᠶᠢ ᠦᠨᠳᠦᠰᠦᠯᠡᠨ ᠮᠡᠳᠡᠬᠦ ᠨᠢ᠄ ᠦᠨᠳᠦᠷ ᠦᠰᠦᠷᠦᠯᠳᠡ ᠶᠢᠨ ᠲᠡᠭᠡᠰᠦ ᠨᠢᠭᠡ ᠪᠦᠷᠢ 5 ᠲᠦᠭᠦᠷᠢᠭ᠂ 650 ᠲᠦᠭᠦᠷᠢᠭ ᠢᠶᠡᠷ ᠬᠡᠳᠦᠢ ᠤᠬᠤᠷ ᠦᠰᠦᠷᠦᠯᠳᠡ ᠶᠢᠨ ᠲᠡᠭᠡᠰᠦ ᠬᠤᠳᠠᠯᠳᠤᠵᠤ ᠠᠪᠴᠤ ᠲᠡᠢᠯᠬᠦ ᠶᠢ ᠪᠤᠳᠤᠬᠤ ᠳ᠋ᠤ ᠪᠢᠳᠠ ᠵᠠᠪᠠᠯ ᠬᠤᠪᠢᠶᠠᠬᠤ ᠦᠢᠯᠡᠳᠦᠯ ᠢᠶᠡᠷ ᠪᠤᠳᠤᠬᠤ ᠬᠡᠷᠡᠭᠳᠠᠢ᠃    ᠪᠢᠷ  ᠢᠶᠡᠷ ᠪᠤᠳᠤᠬᠤ ᠠᠷᠭ᠎ᠠ ᠪᠤᠳᠤᠯᠭ᠎ᠠ ᠶᠢ ᠡᠷᠢᠯᠬᠢᠯᠡᠨ᠎ᠡ᠄        ᠪᠤᠰᠤᠭ᠎ᠠ ᠢᠯᠡᠷᠬᠡᠢᠯᠡᠯ ᠢᠶᠡᠷ ᠪᠤᠳᠤᠬᠤ ᠦᠶᠡᠰ ᠤᠷᠢᠳᠠᠪᠡᠷ 5 ᠪᠡᠷ ᠬᠤᠪᠢᠶᠠᠭᠳᠠᠭᠴᠢ ᠶᠢᠨ ᠵᠠᠭᠤᠳᠦ ᠶᠢᠨ ᠤᠷᠤᠨ ᠲᠡᠭᠡᠷᠡᠬᠢ 6 ᠶᠢ ᠬᠤᠪᠢᠶᠠᠵᠤ ᠨᠤᠭᠳᠠᠪᠤᠷᠢ ᠶᠢᠨ ᠵᠠᠭᠤᠳᠦ ᠶᠢᠨ ᠤᠷᠤᠨ ᠳ᠋ᠤ 1 ᠶᠢ ᠪᠢᠴᠢᠨ᠎ᠡ᠃ ᠵᠠᠭᠤᠳᠦ ᠶᠢᠨ ᠤᠷᠤᠨ ᠤ ᠦᠯᠡᠳᠡᠪᠦᠷᠢ 1 ᠪᠤᠯᠤᠨ ᠠᠷᠪᠠ ᠶᠢᠨ ᠤᠷᠤᠨ ᠤ 5 ᠶᠢ ᠨᠡᠢᠯᠡᠭᠦᠯᠦᠨ 15 ᠪᠤᠯᠭᠠᠵᠤ᠂ 5 ᠪᠡᠷ 15 ᠶᠢ ᠬᠤᠪᠢᠶᠠᠨ ᠨᠤᠭᠳᠠᠪᠤᠷᠢ ᠶᠢᠨ ᠠᠷᠪᠠ ᠶᠢᠨ ᠤᠷᠤᠨ ᠳ᠋ᠤ 3 ᠶᠢ ᠪᠢᠴᠢᠨ᠎ᠡ᠃ ᠨᠢᠭᠡᠴᠢ ᠶᠢᠨ ᠤᠷᠤᠨ ᠲᠡᠭᠡᠷᠡᠬᠢ 0 ᠶᠢ 5 ᠪᠡᠷ ᠬᠤᠪᠢᠶᠠᠪᠠᠯ 0 ᠢ ᠤᠯᠵᠤ ᠰᠢᠭᠤᠳ ᠨᠤᠭᠳᠠᠪᠤᠷᠢ ᠶᠢᠨ ᠨᠢᠭᠡᠴᠢ ᠶᠢᠨ ᠤᠷᠤᠨ ᠳ᠋ᠤ 0  ᠢ ᠪᠢᠴᠢᠨ᠎ᠡ᠃ ᠡᠭᠦᠨ ᠦ ᠲᠤᠮᠳᠠ 0 ᠡᠴᠠ ᠨᠤᠭᠳᠠᠪᠤᠷᠢ ᠪᠤᠯᠤᠨ ᠬᠤᠪᠢᠶᠠᠭᠴᠢ ᠶᠢᠨ ᠦᠷᠡᠵᠢᠪᠦᠷᠢ ᠪᠤᠯᠬᠤ 0  ᠢ ᠬᠠᠰᠤᠵᠤ ᠠᠯᠬᠤᠮ ᠲᠠᠷᠠᠭ᠎ᠠ ᠶᠢ ᠲᠤᠪᠴᠢᠯᠠᠨ ᠪᠢᠴᠢᠬᠦ ᠦᠭᠡᠢ ᠪᠠᠢᠵᠤ ᠪᠤᠯᠤᠨ᠎ᠠ᠃ ᠨᠡᠷ᠎ᠡ ᠵᠢᠭᠠᠨ ᠰᠤᠷᠤᠭᠴᠢ ᠶᠢ ᠰᠠᠮᠪᠠᠷ᠎ᠠ ᠲᠡᠭᠡᠷ᠎ᠡ ᠭᠠᠷᠭᠠᠨ ᠪᠤᠯᠪᠠᠰᠤᠷᠠᠭᠤᠯᠤᠨ᠎ᠠ᠃ ᠪᠢᠳᠠ ᠲᠠᠬᠢᠨ ᠠᠰᠠᠭᠤᠳᠠᠯ ⑵ ᠢ ᠰᠢᠢᠳᠪᠦᠷᠢᠯᠡᠶ᠎ᠡ᠄ ᠰᠡᠳᠦᠪ ᠦᠨ ᠤᠳᠬ᠎ᠠ ᠡᠴᠠ ᠮᠡᠳᠡᠬᠦ ᠨᠢ᠄ ᠤᠷᠳᠦ ᠦᠰᠦᠷᠦᠯᠳᠡ ᠶᠢᠨ ᠲᠡᠭᠡᠰᠦ ᠨᠢᠭᠡ ᠪᠦᠷᠢ 8 ᠲᠦᠭᠦᠷᠢᠭ᠃ 245 ᠲᠦᠭᠦᠷᠢᠭ ᠢᠶᠡᠷ ᠤᠷᠳᠤ ᠦᠰᠦᠷᠦᠯᠳᠡ ᠶᠢᠨ ᠲᠡᠭᠡᠰᠦ ᠬᠤᠳᠠᠯᠳᠤᠨ ᠠᠪᠤᠪᠠᠯ ᠬᠡᠳᠦᠢ ᠠᠪᠴᠤ ᠲᠡᠢᠯᠬᠦ ᠪᠤᠢ︖ ᠪᠠᠰᠠ ᠬᠡᠳᠦᠢ ᠵᠤᠭᠤᠰ ᠦᠯᠡᠳᠡᠬᠦ ᠪᠤᠢ︖ ᠭᠡᠳᠡᠭ ᠠᠰᠠᠭᠤᠳᠠᠯ ᠢ ᠪᠤᠳᠤᠬᠤ ᠳ᠋ᠤ ᠬᠤᠪᠢᠶᠠᠬᠤ ᠦᠢᠯᠡᠳᠦᠯ ᠢᠶᠡᠷ ᠪᠤᠳᠤᠬᠤ ᠬᠡᠷᠡᠭᠳᠠᠢ᠃ ①     ᠪᠢᠷ  ᠢᠶᠡᠷ ᠪᠤᠳᠤᠬᠤ ᠠᠷᠭ᠎ᠠ ᠪᠤᠳᠤᠯᠭ᠎ᠠ ᠶᠢ ᠡᠷᠢᠯᠬᠢᠯᠡᠨ᠎ᠡ᠃         ᠪᠢᠷ  ᠢᠶᠡᠷ ᠪᠤᠳᠤᠬᠤ ᠦᠶᠡᠰ ᠤᠷᠢᠳᠠᠪᠡᠷ ᠬᠤᠪᠢᠶᠠᠭᠳᠠᠭᠴᠢ ᠶᠢᠨ ᠵᠠᠭᠤᠲᠦ ᠶᠢᠨ ᠤᠷᠤᠨ ᠢ ᠦᠵᠡᠨ᠎ᠡ᠃ ᠵᠠᠭᠤᠲᠦ ᠶᠢᠨ ᠤᠷᠤᠨ ᠲᠡᠭᠡᠷᠡᠬᠢ ᠲᠤᠭ᠎ᠠ ᠨᠢ ᠬᠤᠪᠢᠶᠠᠵᠤ ᠬᠦᠷᠬᠦ ᠦᠭᠡᠢ ᠦᠶᠡᠰ ᠬᠤᠪᠢᠶᠠᠭᠳᠠᠭᠴᠢ ᠶᠢᠨ ᠡᠮᠦᠨᠡᠬᠢ ᠬᠤᠶᠠᠷ ᠤᠷᠤᠨ ᠲᠡᠭᠡᠷᠡᠬᠢ ᠲᠤᠭ᠎ᠠ ᠶᠢ ᠦᠵᠡᠨ᠎ᠡ᠃ 8 ᠪᠡᠷ ᠤᠴᠢᠵᠤ ᠬᠤᠪᠢᠶᠠᠭᠳᠠᠭᠴᠢ ᠶᠢᠨ ᠵᠠᠭᠤᠳᠤ ᠶᠢᠨ ᠤᠷᠤᠨ ᠪᠤᠯᠤᠨ ᠠᠷᠪᠠ ᠶᠢᠨ ᠤᠷᠤᠨ ᠤ ᠨᠡᠢᠯᠡᠮᠡᠯ ᠲᠤᠭ᠎ᠠ 24 ᠶᠢ ᠬᠤᠪᠢᠶᠠᠨ᠎ᠠ᠃ 8 ᠪᠡᠷ 24 ᠶᠢ ᠬᠤᠪᠢᠶᠠᠵᠤ ᠤᠯᠤᠭᠰᠠᠨ 3 ᠢᠶᠡᠨ ᠨᠤᠭᠳᠠᠪᠤᠷᠢ ᠶᠢᠨ ᠠᠷᠪᠠ ᠶᠢᠨ ᠤᠷᠤᠨ ᠲᠡᠭᠡᠷ᠎ᠡ ᠪᠢᠴᠢᠨ᠎ᠡ᠃ ᠲᠠᠬᠢᠵᠤ 8 ᠪᠡᠷ ᠬᠤᠪᠢᠶᠠᠭᠳᠠᠭᠴᠢ ᠶᠢᠨ ᠨᠢᠭᠡᠴᠢ ᠶᠢᠨ ᠤᠷᠤᠨ ᠲᠡᠭᠡᠷᠡᠬᠢ 5 ᠶᠢ ᠤᠴᠢᠵᠤ ᠬᠤᠪᠢᠶᠠᠨ᠎ᠠ᠃ 8 ᠪᠡᠷ 5 ᠶᠢ ᠬᠤᠪᠢᠶᠠᠭᠠᠳ ᠨᠤᠭᠳᠠᠪᠤᠷᠢ 1 ᠶᠢ ᠤᠯᠵᠤ ᠲᠡᠢᠯᠬᠦ ᠦᠭᠡᠢ ᠦᠶᠡᠰ ᠨᠤᠭᠳᠠᠪᠤᠷᠢ ᠶᠢᠨ ᠨᠢᠭᠡᠴᠢ ᠶᠢᠨ ᠤᠷᠤᠨ ᠲᠡᠭᠡᠷ᠎ᠡ 0 ᠶᠢ ᠪᠢᠴᠢᠨ ᠬᠤᠪᠢᠶᠠᠭᠴᠢ ᠶᠢᠨ ᠨᠢᠭᠡᠴᠢ ᠶᠢᠨ ᠤᠷᠤᠨ ᠳ᠋ᠤ ᠪᠠᠰᠠ 5 ᠦᠯᠡᠳᠡᠨ᠎ᠡ᠃ ᠡᠨᠡ ᠨᠢ ᠨᠢᠭᠡ ᠦᠯᠡᠳᠡᠪᠦᠷᠢ ᠲᠡᠢ ᠬᠤᠪᠢᠶᠠᠬᠤ ᠦᠢᠯᠡᠳᠦᠯ ᠪᠤᠯᠬᠤ ᠶᠢ ᠬᠠᠷᠠᠭᠤᠯᠵᠤ ᠪᠠᠢᠨ᠎ᠠ ᠃ ᠰᠤᠷᠤᠭᠴᠢ ᠶᠢ ᠨᠡᠷ᠎ᠡ ᠵᠢᠭᠠᠨ ᠰᠠᠮᠪᠠᠷ᠎ᠠ ᠲᠡᠭᠡᠷ᠎ᠡ ᠪᠤᠯᠪᠠᠰᠤᠷᠠᠭᠤᠯᠤᠨ᠎ᠠ᠃ ᠪᠠᠭᠰᠢ ᠰᠤᠷᠤᠭᠴᠢ ᠬᠠᠮᠳᠤ ᠪᠠᠷ ᠨᠤᠭᠳᠠᠪᠤᠷᠢ ᠶᠢᠨ ᠰᠡᠭᠦᠯ ᠦᠨ ᠤᠷᠤᠨ ᠨᠢ 0 ᠪᠤᠯᠬᠤ ᠬᠤᠶᠠᠷ ᠵᠦᠢᠯ ᠦᠨ ᠪᠠᠢᠳᠠᠯ ᠢ ᠳ᠋ᠦᠩᠨᠡᠨ᠎ᠡ᠃ ① ᠬᠤᠪᠢᠶᠠᠭᠠᠳ ᠬᠤᠪᠢᠶᠠᠭᠳᠠᠭᠴᠢ ᠶᠢᠨ ᠠᠷᠪᠠ ᠶᠢᠨ ᠤᠷᠤᠨ ᠨᠢ ᠶᠠᠭ ᠰᠠᠢᠬᠠᠨ ᠬᠤᠪᠢᠶᠠᠵᠤ ᠲᠠᠭᠤᠰᠤᠭᠠᠳ ᠨᠢᠭᠡᠴᠢ ᠶᠢᠨ ᠤᠷᠤᠨ ᠨᠢ 0 ᠪᠤᠯ ᠲᠠᠬᠢᠵᠤ ᠵᠠᠯᠭᠠᠵᠤ ᠬᠤᠪᠢᠶᠠᠬᠤ ᠬᠡᠷᠡᠭ ᠦᠭᠡᠢ ᠨᠤᠭᠳᠠᠪᠤᠷᠢ ᠶᠢᠨ ᠨᠢᠭᠡᠴᠢ ᠶᠢᠨ ᠤᠷᠤᠨ ᠨᠢ 0 ᠪᠤᠯ ᠪᠤᠯᠴᠢᠬᠠᠨ᠎ᠠ᠃ ② ᠬᠤᠪᠢᠶᠠᠭᠠᠳ ᠬᠤᠪᠢᠶᠠᠭᠳᠠᠭᠴᠢ ᠶᠢᠨ ᠠᠷᠪᠠ ᠶᠢᠨ ᠤᠷᠤᠨ ᠨᠢ ᠶᠠᠭ ᠰᠠᠢᠬᠠᠨ ᠬᠤᠪᠢᠶᠠᠵᠤ ᠲᠠᠭᠤᠰᠤᠭᠠᠳ ᠨᠢᠭᠡᠴᠢ ᠶᠢᠨ ᠤᠷᠤᠨ ᠨᠢ ᠶᠠᠭ ᠰᠠᠢᠬᠠᠨ ᠬᠤᠪᠢᠶᠠᠵᠤ ᠲᠠᠭᠤᠰᠤᠭᠠᠳ ᠨᠢᠭᠡᠴᠢ ᠶᠢᠨ ᠤᠷᠤᠨ ᠲᠡᠭᠡᠷᠡᠬᠢ ᠲᠤᠭ᠎ᠠ ᠨᠢ ᠬᠤᠪᠢᠶᠠᠭᠴᠢ ᠡᠴᠠ ᠪᠠᠭ᠎ᠠ ᠦᠶᠡᠰ ᠲᠡᠬᠢᠵᠤ ᠵᠠᠯᠭᠠᠨ ᠬᠤᠪᠢᠶᠠᠬᠤ ᠬᠡᠷᠡᠭ ᠦᠭᠡᠢ ᠰᠢᠭᠤᠳ ᠨᠤᠭᠳᠠᠪᠤᠷᠢ ᠶᠢᠨ ᠨᠢᠭᠡᠴᠢ ᠶᠢᠨ ᠤᠷᠤᠨ ᠳ᠋ᠤ 0 ᠶᠢ ᠪᠢᠴᠢᠭᠡᠳ ᠬᠤᠪᠢᠶᠠᠭᠳᠠᠭᠴᠢ ᠶᠢᠨ ᠨᠢᠭᠡᠴᠢ ᠶᠢᠨ ᠤᠷᠤᠨ ᠤ ᠲᠤᠭ᠎ᠠ  ᠶᠢ ᠦᠯᠡᠳᠡᠭᠡᠨ ᠦᠯᠡᠳᠡᠪᠦᠷᠢ ᠪᠤᠯᠭᠠᠪᠠᠯ ᠪᠤᠯᠴᠢᠬᠠᠨ᠎ᠠ᠃ ᠭᠤᠷᠪᠠ᠄ ᠰᠢᠨ᠎᠎ᠡ ᠲᠦ᠋ᠷᠢ ᠶᠢ ᠪᠠᠢᠴᠠᠭᠠᠨ ᠦᠨ᠋ᠡᠯᠡᠬᠦ 1.① ᠬᠢᠴᠢᠶᠡᠯ ᠦᠨ ᠨᠤᠮ ᠤᠨ 28 ᠳ᠋ᠤᠭᠠᠷ ᠨᠢᠭᠤᠷ ᠤᠨ ᠬᠢᠵᠤ ᠦᠵᠡ᠄ ⑴ ᠰᠤᠷᠤᠭᠴᠢᠳ ᠢ ᠰᠠᠢᠨ ᠲᠤᠷ᠎ᠠ ᠡᠴᠠ ᠨᠢ ᠬᠤᠶᠠᠷ ᠰᠡᠳᠦᠪ ᠰᠤᠩᠭᠤᠭᠤᠯᠤᠨ ᠪᠤᠯᠪᠠᠰᠤᠷᠤᠯ ᠤᠨ ᠲᠡᠪᠳᠡᠷ ᠲᠡᠭᠡᠷ᠎ᠡ ᠨᠢ ᠬᠢᠯᠭᠡᠨ᠎ᠡ᠃ ⑵ ᠨᠡᠷ᠎ᠡ ᠵᠢᠭᠠᠨ ᠰᠠᠮᠪᠠᠷ᠎ᠠ ᠲᠡᠭᠡᠷ᠎ᠡ ᠬᠢᠯᠭᠡᠨ᠎ᠡ᠂ ᠰᠡᠳᠦᠪ ᠪᠤᠳᠤᠬᠤ ᠶᠠᠪᠤᠴᠠ ᠶᠢ ᠶᠠᠷᠢᠭᠤᠯᠤᠨ᠎ᠠ᠃ ⑶ ᠰᠢᠯᠭᠠᠨ ᠪᠠᠢᠴᠠᠭᠠᠨ᠎ᠠ᠃ 2.② ᠪᠤᠷᠤᠭᠤ ᠰᠡᠳᠦᠪ ᠢ ᠵᠠᠯᠠᠷᠠᠭᠤᠯᠬᠤ ︵ ᠬᠢᠴᠢᠶᠡᠯ ᠦᠨ ᠨᠤᠮ ᠤᠨ 30 ᠳ᠋ᠤᠭᠠᠷ ᠨᠢᠭᠤᠷ ᠤᠨ ᠪᠤᠯᠪᠠᠰᠤᠷᠠᠯ ᠤᠨ ᠰᠡᠳᠦᠪ ᠵᠢᠷᠭᠤᠭ᠎ᠠ︶ ⑵ ᠰᠡᠳᠦᠪ ᠢ ᠦᠵᠡᠨ᠂ ᠰᠡᠳᠦᠪ ᠦᠨ ᠠᠭᠤᠯᠭ᠎ᠠ ᠶᠢ ᠢᠯᠡᠷᠬᠡᠢᠯᠡᠬᠦ᠃ ⑵ᠠᠵᠢᠭᠯᠠᠨ ᠰᠢᠨᠵᠢᠵᠤ ᠡᠯ᠎ᠡ ᠰᠡᠳᠦᠪ ᠦᠨ ᠬᠠᠮᠢᠭ᠎ᠠ ᠨᠢ ᠪᠤᠷᠤᠭᠤᠳᠠᠭᠰᠠᠨ ᠢ ᠡᠷᠢᠵᠤ ᠭᠠᠷᠭᠠᠨ᠎ᠠ᠃ ⑶ ᠰᠢᠷᠡᠭᠡᠨ ᠨᠠᠢᠵᠠ ᠲᠠᠢ  ᠪᠡᠨ ᠶᠠᠭᠠᠬᠢᠵᠤ ᠵᠠᠯᠠᠷᠠᠭᠤᠯᠬᠤ ᠶᠢ ᠶᠠᠷᠢᠯᠴᠠᠨ᠎ᠠ᠃ ⑷ ᠪᠢᠷ ᠬᠦᠳᠡᠯᠭᠡᠨ ᠲᠡᠪᠳᠡᠷ ᠲᠡᠭᠡᠷ᠎ᠡ ᠪᠡᠨ ᠶᠠᠭᠠᠬᠢᠵᠤ ᠵᠠᠯᠠᠷᠠᠭᠤᠯᠬᠤ ᠶᠢ ᠶᠠᠷᠢᠯᠴᠠᠨ᠎ᠠ᠃ 3.③ ᠬᠢᠴᠢᠶᠡᠯ ᠦᠨ ᠨᠤᠮ ᠤᠨ 31 ᠳ᠋ᠤᠭᠠᠷ ᠨᠢᠭᠤᠷ ᠤᠨ ᠪᠤᠯᠪᠠᠰᠤᠷᠠᠯ ᠤᠨ ᠰᠡᠳᠦᠪ ᠢ ᠰᠤᠷᠤᠭᠴᠢᠳ ᠢ ᠪᠡᠶ᠎ᠡ ᠪᠡᠨ ᠲᠠᠭᠠᠭᠠᠵᠤ ᠭᠦᠢᠴᠡᠳᠬᠡᠭᠦᠯᠦᠨ᠎ᠡ᠃ 4.᠄ ᠬᠢᠴᠢᠶᠡᠯ ᠢ ᠳ᠋ᠦᠩᠨᠡᠭᠡᠳ ᠲᠠᠰᠬᠠᠯ ᠦᠯᠡᠳᠡᠭᠡᠨ᠎ᠡ᠃ ᠰᠠᠮᠪᠠᠷ᠎ᠠ ᠶᠢᠨ ᠲᠦᠰᠦᠪᠯᠡᠯ ᠨᠤᠭᠳᠠᠪᠤᠷᠢ ᠶᠢᠨ ᠰᠡᠭᠦᠯ ᠦᠨ ᠤᠷᠤᠨ ᠨᠢ 0 ᠪᠤᠯᠬᠤ ᠬᠤᠪᠢᠶᠠᠬᠤ ᠦᠢᠯᠡᠳᠦᠯ ᠨᠢᠭᠡ ᠤᠷᠤᠨᠳᠦ ᠲᠤᠭ᠎ᠠ ᠪᠠᠷ ᠭᠤᠷᠪᠠᠨ ᠤᠷᠤᠨᠳᠦ ᠲᠤᠭ᠎ᠠ ᠶᠢ ᠬᠤᠪᠢᠶᠠᠬᠤ ᠨᠤᠭᠳᠠᠪᠤᠷᠢ ᠶᠢᠨ ᠵᠠᠭᠤᠳᠤ ᠶᠢᠨ ᠤᠷᠤᠨ ᠲᠡᠭᠡᠷ᠎ᠡ ᠲᠤᠭ᠎ᠠ ᠶᠢ ᠤᠯᠤᠭᠰᠠᠨ ᠤ ᠲᠠᠷᠠᠭ᠎ᠠ ᠬᠤᠪᠢᠶᠠᠭᠳᠠᠭᠴᠢ ᠶᠢᠨ ᠠᠷᠪᠠ ᠶᠢᠨ ᠤᠷᠤᠨ ᠢ 1 ᠪᠡᠷ ᠬᠤᠪᠢᠶᠠᠵᠤ ᠨᠤᠭᠳᠠᠪᠤᠷᠢ ᠨᠢ 1 ᠬᠦᠷᠬᠦ ᠦᠭᠡᠢ ᠨᠤᠭᠳᠠᠪᠤᠷᠢ ᠳ᠋ᠤ 0  ᠢ ᠲᠠᠯᠪᠢᠨ ᠂ ᠦᠯᠡᠳᠡᠭᠰᠡᠨ ᠲᠤᠭ᠎ᠠ ᠶᠢ ᠨᠢᠭᠡᠴᠢ ᠶᠢᠨ ᠤᠷᠤᠨ ᠲᠠᠢ ᠨᠡᠢᠯᠡᠭᠦᠯᠦᠨ ᠦᠷᠭᠦᠯᠵᠢᠯᠡᠨ ᠬᠤᠪᠢᠶᠠᠨ᠎ᠠ᠃ ᠬᠡᠷᠪᠡ ᠬᠤᠪᠢᠶᠠᠭᠠᠳ ᠬᠤᠪᠢᠶᠠᠭᠳᠠᠭᠴᠢ ᠶᠢᠨ ᠨᠢᠭᠡᠴᠢ ᠶᠢᠨ ᠤᠷᠤᠨ ᠤ ᠨᠤᠭᠳᠠᠪᠤᠷᠢ ᠨᠢ 1 ᠬᠦᠷᠬᠦ ᠦᠭᠡᠢ ᠪᠤᠯ ᠨᠤᠭᠳᠠᠪᠤᠷᠢ ᠶᠢᠨ ᠨᠢᠭᠡᠴᠢ ᠶᠢᠨ ᠤᠷᠤᠨ ᠳᠤ 0 ᠪᠤᠯᠤᠨ᠎ᠠ᠃
展开阅读全文

开通  VIP会员、SVIP会员  优惠大
下载10份以上建议开通VIP会员
下载20份以上建议开通SVIP会员


开通VIP      成为共赢上传

当前位置:首页 > 教育专区 > 小学数学

移动网页_全站_页脚广告1

关于我们      便捷服务       自信AI       AI导航        抽奖活动

©2010-2026 宁波自信网络信息技术有限公司  版权所有

客服电话:0574-28810668  投诉电话:18658249818

gongan.png浙公网安备33021202000488号   

icp.png浙ICP备2021020529号-1  |  浙B2-20240490  

关注我们 :微信公众号    抖音    微博    LOFTER 

客服